ᠭᠤᠯᠢᠷ᠂ ᠭᠤᠯᠢᠷ ᠤᠨ ᠪᠦᠲᠦᠭᠡᠭᠳᠡᠬᠦᠨ  ᠡᠴᠡ 600 ᠭᠷᠠᠮ ᠲᠠᠯᠬᠠᠨ ᠤ ᠦᠨ᠎ᠡ ᠵᠢᠯ ᠦᠨ ᠬᠤᠭᠤᠴᠠᠭᠠᠨ ᠳᠤ ᠬᠠᠮᠤᠭ ᠤᠨ ᠶᠡᠬᠡ ᠪᠤᠶᠤ 7.9 ᠬᠤᠪᠢ ᠪᠠᠷ ᠥᠰᠴᠦ᠂ 2922 ᠲᠥᠭᠥᠷᠢᠭ ᠲᠦ ᠬᠦᠷᠴᠡᠢ᠃

ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠤ ᠠᠷᠪᠠᠨ ᠨᠢᠭᠡᠳᠦᠭᠡᠷ ᠰᠠᠷ᠎ᠠ ᠶᠢᠨ 2 ᠤ ᠡᠳᠦᠷ ᠦᠨ ᠮᠡᠳᠡᠭᠡᠯᠡᠯ ᠢᠶᠡᠷ᠂ 600 ᠭᠷᠠᠮ ᠲᠠᠯᠬ᠎ᠠ ᠥᠩᠭᠡᠷᠡᠭᠰᠡᠨ ᠣᠨ ᠤ ᠮᠥᠨ ᠦᠶ᠎ᠡ ᠳᠦ 2707 ᠲᠥᠭᠥᠷᠢᠭ ᠦᠨ ᠦᠨ᠎ᠡ ᠲᠡᠢ ᠪᠠᠢᠭᠰᠠᠨ ᠪᠠᠢᠨ᠎ᠠ᠃ ᠮᠥᠨ ᠨᠢᠭᠡᠳᠦᠭᠡᠷ ᠵᠡᠷᠭᠡ ᠶᠢᠨ ᠭᠤᠯᠢᠷ ᠤᠨ ᠦᠨ᠎ᠡ ᠵᠢᠯ ᠦᠨ ᠬᠤᠭᠤᠴᠠᠭᠠᠨ ᠳᠤ 2.8 ᠬᠤᠪᠢ ᠪᠠᠷ ᠥᠰᠴᠦ᠂ ᠺᠢᠯᠦᠭ᠍ᠷᠡᠮ ᠨᠢ 2529 ᠲᠥᠭᠥᠷᠢᠭ ᠪᠣᠯᠵᠠᠢ᠃ ᠥᠩᠭᠡᠷᠡᠭᠰᠡᠨ ᠣᠨ ᠤ ᠮᠥᠨ ᠦᠶ᠎ᠡ ᠳᠦ 2459 ᠲᠥᠭᠥᠷᠢᠭ ᠪᠠᠢᠭᠰᠠᠨ ᠪᠠᠢᠨ᠎ᠠ᠃

ᠴᠠᠭᠠᠨ ᠪᠤᠳᠠᠭᠠᠨ ᠤ ᠦᠨ᠎ᠡ ᠵᠢᠯ ᠦᠨ ᠬᠤᠭᠤᠴᠠᠭᠠᠨ ᠳᠤ 0.2 ᠬᠤᠪᠢ ᠪᠠᠷ ᠥᠰᠴᠦ᠂ ᠺᠢᠯᠦᠭ᠍ᠷᠡᠮ ᠨᠢ 4925 ᠲᠥᠭᠥᠷᠢᠭ ᠲᠦ ᠬᠦᠷᠦᠭᠰᠡᠨ ᠴᠤ ᠡᠮᠦᠨᠡᠬᠢ ᠰᠠᠷ᠎ᠠ ᠠᠴᠠ ᠪᠣᠯᠤᠨ ᠰᠡᠭᠦᠯ ᠦᠨ ᠳᠣᠯᠣᠭ᠎ᠠ ᠬᠣᠨᠣᠭ ᠲᠤ 1.5 ᠬᠤᠪᠢ ᠪᠠᠷ ᠪᠠᠭᠤᠷᠠᠵᠠᠢ᠃ ᠰᠡᠭᠦᠯ ᠦᠨ ᠨᠢᠭᠡ ᠰᠠᠷ᠎ᠠ ᠶᠢᠨ ᠪᠣᠯᠤᠨ ᠳᠣᠯᠣᠭ᠎ᠠ ᠬᠣᠨᠣᠭ ᠤᠨ ᠬᠤᠭᠤᠴᠠᠭᠠᠨ ᠳᠤ ᠲᠠᠯᠬ᠎ᠠ᠂ ᠨᠢᠭᠡᠳᠦᠭᠡᠷ ᠵᠡᠷᠭᠡ ᠶᠢᠨ ᠭᠤᠯᠢᠷ ᠤᠨ ᠦᠨ᠎ᠡ ᠥᠭᠡᠷᠡᠴᠢᠯᠡᠭᠳᠡᠭᠡ ᠦᠭᠡᠢ ᠪᠠᠢᠨ᠎ᠠ᠃

The post ᠲᠠᠯᠬᠠᠨ ᠤ ᠦᠨ᠎ᠡ ᠵᠢᠯ ᠦᠨ ᠬᠤᠭᠤᠴᠠᠭᠠᠨ ᠳᠤ 7.9 ᠬᠤᠪᠢ ᠪᠡᠷ ᠥᠰᠴᠠᠢ appeared first on News.MN - ᠮᠡᠳᠡᠭᠡᠯᠡᠯ ᠦᠨ ᠡᠬᠢ ᠰᠤᠷᠪᠤᠯᠵᠢ.