ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ 2026-2027 ᠣᠨ ᠤ ᠬᠢᠴᠢᠶᠡᠯ ᠦᠨ ᠵᠢᠯ ᠦᠨ ᠬᠣᠶᠠᠳᠤᠭᠠᠷ ᠤᠯᠠᠷᠢᠯ ᠥᠨᠥᠳᠥᠷ ᠡᠬᠢᠯᠡᠵᠦ ᠪᠠᠢᠨ᠎ᠠ᠃ ᠪᠣᠯᠪᠠᠰᠤᠷᠠᠯ ᠤᠨ ᠶᠠᠮᠤᠨ ᠠᠴᠠ ᠮᠡᠳᠡᠭᠡᠯᠡᠭᠰᠡᠨ ᠢᠶᠡᠷ ᠨᠢᠭᠡᠳᠦᠭᠡᠷ ᠠᠩᠬᠢ ᠶᠢᠨ ᠰᠤᠷᠤᠭᠴᠢᠳ 《ᠨᠡᠢᠭᠡᠮᠰᠢᠯ᠂ ᠰᠡᠳᠬᠢᠯ ᠬᠥᠳᠡᠯᠦᠯ ᠦᠨ ᠬᠢᠴᠢᠶᠡᠯ》 ᠦᠵᠡᠵᠦ ᠡᠬᠢᠯᠡᠬᠦ ᠪᠡᠷ ᠪᠣᠯᠵᠠᠢ᠃
ᠡᠨᠡ ᠲᠠᠯ᠎ᠠ ᠪᠠᠷ ᠪᠣᠯᠪᠠᠰᠤᠷᠠᠯ ᠤᠨ ᠰᠠᠢᠳ ᠼ ∙ ᠡᠩᠬᠡ-ᠠᠮᠤᠭᠤᠯᠠᠩ᠄ ᠡᠨᠡ ᠬᠦ ᠬᠢᠴᠢᠶᠡᠯ ᠨᠢ ᠬᠡᠦᠬᠡᠳ ᠦᠨ ᠨᠡᠢᠭᠡᠮ᠂ ᠰᠡᠳᠬᠢᠯ ᠵᠦᠢ ᠶᠢᠨ ᠬᠥᠭᠵᠢᠯ ᠢ ᠳᠡᠮᠵᠢᠬᠦ᠂ ᠥᠪᠡᠷ ᠢ ᠪᠡᠨ ᠤᠢᠯᠠᠭᠠᠬᠤ᠂ ᠰᠡᠳᠬᠢᠯ ᠬᠥᠳᠡᠯᠦᠯ ᠢᠶᠡᠨ ᠤᠳᠤᠷᠢᠳᠬᠤ᠂ ᠪᠤᠰᠤᠳ ᠢ ᠬᠦᠨᠳᠦᠳᠭᠡᠬᠦ᠂ ᠬᠠᠮᠲᠤᠷᠠᠨ ᠠᠵᠢᠯᠯᠠᠬᠤ ᠵᠡᠷᠭᠡ ᠠᠮᠢᠳᠤᠷᠠᠯ ᠤᠨ ᠰᠠᠭᠤᠷᠢ ᠴᠢᠳᠠᠪᠤᠷᠢ ᠶᠢ ᠲᠥᠯᠦᠪᠰᠢᠭᠦᠯᠬᠦ ᠵᠣᠷᠢᠯᠭ᠎ᠠ ᠲᠠᠢ᠃ ᠬᠥᠲᠥᠯᠪᠦᠷᠢ ᠨᠢ《ᠪᠢ》᠂《ᠪᠤᠰᠤᠳ》᠂《ᠪᠢᠳᠡ》 ᠭᠡᠰᠡᠨ ᠦᠨᠳᠦᠰᠦᠨ ᠭᠤᠷᠪᠠᠨ ᠠᠭᠤᠯᠭ᠎ᠠ ᠶᠢᠨ ᠬᠦᠷᠢᠶᠡᠨ ᠳᠦ ᠬᠡᠷᠡᠭᠵᠢᠬᠦ ᠪᠥᠭᠡᠳ ᠨᠡᠢᠲᠡ ᠵᠢᠷᠭᠤᠭᠠᠨ ᠬᠦᠷᠢᠶ᠎ᠡ᠂ 24 ᠴᠢᠳᠠᠮᠵᠢ ᠶᠢ ᠡᠵᠡᠮᠰᠢᠭᠦᠯᠬᠦ ᠶᠤᠮ᠃ ᠰᠤᠷᠤᠭᠴᠢᠳ ᠰᠡᠳᠬᠢᠯ ᠬᠥᠳᠡᠯᠦᠯ ᠢᠶᠡᠨ ᠲᠠᠨᠢᠵᠤ ᠮᠡᠳᠡᠬᠦ᠂ ᠤᠳᠤᠷᠢᠳᠬᠤ᠂ ᠥᠪᠡᠷᠲᠡᠭᠡᠨ ᠪᠣᠯᠤᠨ ᠪᠤᠰᠤᠳ ᠲᠤ ᠡᠨᠡᠷᠢᠩᠭᠦᠢ ᠬᠠᠨᠳᠤᠬᠤ᠂ ᠮᠡᠳᠡᠷᠡᠮᠵᠢ ᠪᠡᠨ ᠵᠥᠪ ᠢᠯᠡᠷᠬᠡᠢᠢᠯᠡᠬᠦ᠂ ᠪᠤᠰᠤᠳ ᠢ ᠤᠢᠯᠠᠭᠠᠬᠤ᠂ ᠬᠠᠮᠲᠤᠷᠠᠨ ᠠᠵᠢᠯᠯᠠᠬᠤ᠂ ᠵᠥᠷᠢᠴᠡᠯ ᠮᠠᠷᠭᠤᠭᠠᠨ ᠢ ᠵᠥᠪ ᠰᠢᠢᠳᠪᠦᠷᠢᠯᠡᠬᠦ ᠴᠢᠳᠠᠪᠤᠷᠢ ᠳᠤ ᠰᠤᠷᠤᠯᠴᠠᠨ᠎ᠠ ᠭᠡᠵᠡᠢ᠃
The post ᠨᠢᠭᠡᠳᠦᠭᠡᠷ ᠠᠩᠬᠢ ᠶᠢᠨ ᠰᠤᠷᠤᠭᠴᠢᠳ ᠲᠤ ᠰᠡᠳᠬᠢᠯ ᠬᠥᠳᠡᠯᠦᠯ ᠦᠨ ᠬᠢᠴᠢᠶᠡᠯ ᠣᠷᠣᠨ᠎ᠠ appeared first on News.MN - ᠮᠡᠳᠡᠭᠡᠯᠡᠯ ᠦᠨ ᠡᠬᠢ ᠰᠤᠷᠪᠤᠯᠵᠢ.






